news

ᠣ᠊ ∙ ᠨᠣᠮᠢᠨᠴᠢᠮᠡᠭ᠄ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠭᠠᠵᠠᠷ ᠡᠵᠡᠮᠰᠢᠭᠴᠢᠳ ᠲᠦ ᠱᠠᠭᠠᠷᠳᠠᠯᠭ᠎ᠠ ᠬᠦᠷᠭᠡᠭᠦᠯᠦᠨ᠎ᠡ

ᠨᠡᠶᠢᠰᠯᠡᠯ ᠦᠨ ᠵᠠᠰᠠᠭ ᠳᠠᠷᠤᠭ᠎ᠠ ᠶᠢᠨ ᠨᠡᠶᠢᠭᠡᠮ ᠤᠨ ᠰᠠᠯᠪᠤᠷᠢ᠂ ᠨᠣᠭᠣᠭᠠᠨ ᠬᠥᠭᠵᠢᠯ ᠪᠣᠯᠤᠨ ᠠᠭᠠᠷ᠂ ᠣᠷᠴᠢᠨ ᠤ ᠪᠣᠬᠢᠷᠳᠠᠯ ᠤᠨ ᠠᠰᠠᠭᠤᠳᠠᠯ ᠬᠠᠷᠢᠭᠤᠴᠠᠭᠰᠠᠨ ᠣᠷᠣᠯᠠᠭᠴᠢ ᠣ᠊ ∙ ᠨᠣᠮᠢᠨᠴᠢᠮᠡᠭ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠨᠥᠬᠥᠴᠡᠯ ᠪᠠᠶᠢᠳᠠᠯ᠂ ᠰᠲ᠋ᠠᠨᠳᠠᠷᠲ ᠤᠨ ᠲᠠᠯ᠎ᠠ ᠪᠠᠷ ᠮᠡᠳᠡᠭᠡᠯᠡᠯ ᠥᠭᠭᠦᠯ᠎ᠡ᠃ ᠨᠡᠶᠢᠰᠯᠡᠯ ᠦᠨ ᠬᠡᠮᠵᠢᠶᠡᠨ ᠳᠦ 1553 ᠬᠡᠦᠬᠡᠳ ᠦᠨ ᠲᠣᠭᠯᠠᠭᠠᠮ ᠤᠨ ᠲᠠᠯᠠᠪᠠᠢ ᠪᠠᠶᠢᠳᠠᠭ ᠠᠴᠠ 840 ᠲᠣᠭᠯᠠᠭᠠᠮ ᠤᠨ ᠲᠠᠯᠠᠪᠠᠢ ᠶᠢ ᠰᠠᠭᠤᠴᠠ ᠥᠮᠴᠢᠯᠡᠭᠴᠢᠳ ᠦᠨ ᠬᠣᠯᠪᠣᠭ᠎ᠠ ᠬᠠᠷᠢᠭᠤᠴᠠᠳᠠᠭ᠃ ᠮᠣᠩᠭᠣᠯ ᠤᠯᠤᠰ ᠤᠨ ᠰᠲ᠋ᠠᠨᠳᠠᠷᠲ ᠤᠨ ᠶᠡᠷᠦᠩᠬᠡᠢ ᠱᠠᠭᠠᠷᠳᠠᠯᠭ᠎ᠠ ᠳᠤ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠠᠶᠤᠯ ᠦᠭᠡᠢ ᠪᠠᠶᠢᠳᠠᠯ᠂ ᠠᠷᠠᠴᠢᠯᠠᠯ ᠳᠤ ᠬᠠᠮᠠᠭᠠᠯᠠᠯᠲᠠ ᠶᠢ ᠲᠤᠬᠠᠢ ᠶᠢᠨ ᠭᠠᠵᠠᠷ ᠢ ᠡᠵᠡᠮᠰᠢᠭᠴᠢ […]Read More

news

ᠭᠤᠳᠤᠮᠵᠢ᠂ ᠲᠠᠯᠠᠪᠠᠢ ᠶᠢᠨ ᠴᠡᠪᠡᠷᠯᠡᠭᠡᠨ ᠦ ᠰᠢᠨ᠎ᠡ ᠲᠥᠬᠥᠭᠡᠷᠦᠮᠵᠢ ᠶᠢ ᠬᠦᠯᠢᠶᠡᠯᠭᠡᠨ ᠥᠷᠯᠥᠭᠡ

ᠬᠣᠲᠠ᠂ ᠨᠡᠶᠢᠲᠡ ᠶᠢᠨ ᠠᠵᠤ ᠠᠬᠤᠢ ᠶᠢᠨ ᠰᠠᠯᠪᠤᠷᠢ ᠳᠤ ᠱᠠᠭᠠᠷᠳᠠᠯᠭ᠎ᠠ ᠲᠠᠢ ᠮᠠᠰᠢᠨ ᠲᠧᠭᠨᠢᠭ᠂ ᠲᠥᠬᠥᠭᠡᠷᠦᠮᠵᠢ ᠶᠢ ᠰᠢᠨᠡᠳᠭᠡᠬᠦ ᠠᠵᠢᠯ ᠦᠷᠭᠦᠯᠵᠢᠯᠡᠵᠦ ᠪᠤᠢ᠃ ᠡᠨᠡ ᠬᠦᠷᠢᠶᠡᠨ ᠳᠦ ᠥᠨᠥᠳᠥᠷ ᠠᠦ᠋ᠲ᠋ᠣ᠋ ᠵᠠᠮ ᠤᠨ ᠬᠥᠪᠥᠭᠡ᠂ ᠶᠠᠪᠠᠭᠠᠨ ᠬᠦᠮᠦᠨ ᠦ ᠵᠠᠮ᠂ ᠭᠤᠳᠤᠮᠵᠢ ᠲᠠᠯᠠᠪᠠᠢ᠂ ᠴᠡᠴᠡᠷᠯᠢᠭ ᠲᠦ ᠬᠦᠷᠢᠶᠡᠯᠡᠩ ᠵᠡᠷᠭᠡ ᠶᠢ ᠴᠡᠪᠡᠷᠯᠡᠬᠦ ᠳᠦ ᠠᠰᠢᠭᠯᠠᠬᠤ ᠡᠬᠢᠨ ᠦ ᠡᠭᠡᠯᠵᠢ ᠶᠢᠨ 20 ᠰᠢᠷᠬᠡᠭ ᠲᠥᠬᠥᠭᠡᠷᠦᠮᠵᠢ ᠶᠢ ᠳᠡᠭᠦᠷᠭᠡ ᠨᠦᠭᠦᠳ ᠦᠨ ᠬᠣᠲᠠ ᠲᠣᠬᠢᠵᠢᠯᠲᠠ ᠶᠢᠨ ᠪᠠᠶᠢᠭᠤᠯᠤᠯᠭ᠎ᠠ ᠨᠤᠭᠤᠳ ᠲᠤ ᠬᠦᠯᠢᠶᠡᠯᠭᠡᠨ ᠥᠷᠯᠥᠭᠡ᠃ ᠲᠤᠰ ᠲᠥᠬᠦᠭᠡᠷᠦᠮᠵᠢ ᠨᠢ 240 ᠯᠢᠲ᠋ᠷ ᠦᠨ ᠪᠠᠭᠲᠠᠭᠠᠮᠵᠢᠲᠠᠢ ᠬᠣᠭ ᠬᠤᠷᠠᠮᠲᠤᠯᠠᠭᠤᠯᠤᠭᠴᠢ ᠰᠠᠪᠠ ᠲᠠᠢ᠃ ᠮᠥᠨ 7 ᠺᠢᠯᠣᠮᠧᠲ᠋ᠷ ᠴᠠᠭ ᠤᠨ ᠬᠤᠷᠳᠤ ᠲᠠᠢ᠂ ᠨᠢᠭᠡ […]Read More

news

ᠨᠠᠷᠠᠨ ᠤ ᠠᠦ᠋ᠲ᠋ᠣ᠋ ᠵᠠᠮ ᠢ ᠬᠠᠭᠠᠵᠤ ᠬᠡᠰᠡᠭᠴᠢᠯᠡᠨ ᠵᠠᠰᠠᠪᠤᠷᠢᠯᠠᠵᠤ᠂ ᠰᠢᠨᠡᠴᠢᠯᠡᠨ

ᠪᠠᠶᠠᠨᠵᠢᠷᠦᠬᠡ ᠳᠡᠭᠦᠷᠭᠡ ᠶᠢᠨ 25 ᠳ᠋ᠤᠭᠠᠷ ᠬᠣᠷᠢᠶ᠎ᠠ᠂ ᠰᠣᠶᠣᠭᠠᠯᠠᠵᠤ ᠶᠢᠨ ᠨᠦᠬᠡᠨ ᠭᠠᠷᠴᠠ ᠣᠷᠴᠢᠮ ᠠᠴᠠ ᠨᠠᠷᠠᠨᠲᠤᠭᠤᠯ ᠣᠯᠠᠨ ᠤᠯᠤᠰ ᠤᠨ ᠬᠤᠳᠠᠯᠳᠤᠭᠠᠨ ᠤ ᠲᠥᠪ ᠦᠨ ᠠᠭᠤᠯᠵᠠᠪᠤᠷᠢ ᠬᠦᠷᠲᠡᠯᠡᠬᠢ ᠠᠦ᠋ᠲ᠋ᠣ᠋ ᠵᠠᠮ ᠢ ᠲᠠᠪᠤᠳᠤᠭᠠᠷ ᠰᠠᠷ᠎ᠠ ᠶᠢᠨ 06 ᠍ ᠤ ᠡᠳᠦᠷ ᠦᠨ 22᠄00 ᠴᠠᠭ ᠠᠴᠠ ᠲᠠᠪᠤᠳᠤᠭᠠᠷ ᠰᠠᠷ᠎ᠠ ᠶᠢᠨ 09 ᠍ ᠦ ᠡᠳᠦᠷ ᠦᠨ 06᠄00 ᠴᠠᠭ ᠤᠨ ᠬᠣᠭᠣᠷᠣᠨᠳᠣ ᠬᠠᠭᠠᠵᠤ ᠬᠡᠰᠡᠭᠴᠢᠯᠡᠨ ᠵᠠᠰᠠᠪᠤᠷᠢᠯᠠᠵᠤ᠂ ᠰᠢᠨᠡᠴᠢᠯᠡᠨ᠎ᠡ᠃ ᠲᠤᠰ ᠠᠵᠢᠯ ᠤᠨ ᠬᠦᠷᠢᠶᠡᠨ ᠳᠦ ᠲᠡᠭᠰᠢ ᠪᠠᠶᠢᠳᠠᠯ ᠠᠯᠳᠠᠭᠳᠠᠭᠰᠠᠨ᠂ ᠰᠠᠭᠤᠯᠲᠠ ᠡᠭᠦᠰᠦᠭᠰᠡᠨ ᠠᠦ᠋ᠲ᠋ᠣ᠋ ᠵᠠᠮ ᠤᠨ ᠬᠠᠰᠢᠯᠭ᠎ᠠ ᠶᠢ ᠠᠰᠹᠠᠯᠲ ᠪᠧᠲ᠋ᠡᠨ ᠬᠤᠴᠢᠯᠲᠠ ᠶᠢᠨ ᠲᠦᠪᠰᠢᠨ ᠳᠦ ᠲᠠᠭᠠᠷᠠᠭᠤᠯᠤᠨ ᠵᠠᠰᠠᠪᠤᠷᠢᠯᠠᠬᠤ᠂ ᠢᠨᠵᠧᠨᠧᠷ ᠦᠨ […]Read More