ᠭᠤᠳᠤᠮᠵᠢ᠂ ᠲᠠᠯᠠᠪᠠᠢ ᠶᠢᠨ ᠴᠡᠪᠡᠷᠯᠡᠭᠡᠨ ᠦ ᠰᠢᠨ᠎ᠡ ᠲᠥᠬᠥᠭᠡᠷᠦᠮᠵᠢ ᠶᠢ ᠬᠦᠯᠢᠶᠡᠯᠭᠡᠨ ᠥᠷᠯᠥᠭᠡ
ᠬᠣᠲᠠ᠂ ᠨᠡᠶᠢᠲᠡ ᠶᠢᠨ ᠠᠵᠤ ᠠᠬᠤᠢ ᠶᠢᠨ ᠰᠠᠯᠪᠤᠷᠢ ᠳᠤ ᠱᠠᠭᠠᠷᠳᠠᠯᠭ᠎ᠠ ᠲᠠᠢ ᠮᠠᠰᠢᠨ ᠲᠧᠭᠨᠢᠭ᠂ ᠲᠥᠬᠥᠭᠡᠷᠦᠮᠵᠢ ᠶᠢ ᠰᠢᠨᠡᠳᠭᠡᠬᠦ ᠠᠵᠢᠯ ᠦᠷᠭᠦᠯᠵᠢᠯᠡᠵᠦ ᠪᠤᠢ᠃ ᠡᠨᠡ ᠬᠦᠷᠢᠶᠡᠨ ᠳᠦ ᠥᠨᠥᠳᠥᠷ ᠠᠦ᠋ᠲ᠋ᠣ᠋ ᠵᠠᠮ ᠤᠨ ᠬᠥᠪᠥᠭᠡ᠂ ᠶᠠᠪᠠᠭᠠᠨ ᠬᠦᠮᠦᠨ ᠦ ᠵᠠᠮ᠂ ᠭᠤᠳᠤᠮᠵᠢ ᠲᠠᠯᠠᠪᠠᠢ᠂ ᠴᠡᠴᠡᠷᠯᠢᠭ ᠲᠦ ᠬᠦᠷᠢᠶᠡᠯᠡᠩ ᠵᠡᠷᠭᠡ ᠶᠢ ᠴᠡᠪᠡᠷᠯᠡᠬᠦ ᠳᠦ ᠠᠰᠢᠭᠯᠠᠬᠤ ᠡᠬᠢᠨ ᠦ ᠡᠭᠡᠯᠵᠢ ᠶᠢᠨ 20 ᠰᠢᠷᠬᠡᠭ ᠲᠥᠬᠥᠭᠡᠷᠦᠮᠵᠢ ᠶᠢ ᠳᠡᠭᠦᠷᠭᠡ ᠨᠦᠭᠦᠳ ᠦᠨ ᠬᠣᠲᠠ ᠲᠣᠬᠢᠵᠢᠯᠲᠠ ᠶᠢᠨ ᠪᠠᠶᠢᠭᠤᠯᠤᠯᠭ᠎ᠠ ᠨᠤᠭᠤᠳ ᠲᠤ ᠬᠦᠯᠢᠶᠡᠯᠭᠡᠨ ᠥᠷᠯᠥᠭᠡ᠃ ᠲᠤᠰ ᠲᠥᠬᠦᠭᠡᠷᠦᠮᠵᠢ ᠨᠢ 240 ᠯᠢᠲ᠋ᠷ ᠦᠨ ᠪᠠᠭᠲᠠᠭᠠᠮᠵᠢᠲᠠᠢ ᠬᠣᠭ ᠬᠤᠷᠠᠮᠲᠤᠯᠠᠭᠤᠯᠤᠭᠴᠢ ᠰᠠᠪᠠ ᠲᠠᠢ᠃ ᠮᠥᠨ 7 ᠺᠢᠯᠣᠮᠧᠲ᠋ᠷ ᠴᠠᠭ ᠤᠨ ᠬᠤᠷᠳᠤ ᠲᠠᠢ᠂ ᠨᠢᠭᠡ ᠴᠡᠨᠡᠭᠯᠡᠯᠲᠡ ᠪᠡᠷ 6-8 ᠴᠠᠭ ᠠᠵᠢᠯᠯᠠᠬᠤ ᠬᠦᠴᠦᠨ ᠴᠢᠳᠠᠯ ᠲᠠᠢ ᠪᠥᠭᠡᠳ ᠣᠷᠴᠢᠨ ᠢ ᠲᠣᠭᠣᠰᠣ ᠪᠣᠰᠬᠠᠬᠤ ᠦᠭᠡᠢ ᠪᠡᠷ ᠴᠡᠪᠡᠷᠯᠡᠨ᠎ᠡ᠃
ᠡᠨᠡ ᠦᠶ᠎ᠡ ᠪᠡᠷ ᠤᠯᠠᠭᠠᠨᠪᠠᠭᠠᠲᠤᠷ ᠬᠣᠲᠠ ᠶᠢᠨ ᠶᠡᠷᠦᠩᠬᠡᠢ ᠮᠧᠨᠧᠵᠧᠷ ᠪᠥᠭᠡᠳ ᠵᠠᠬᠢᠷᠤᠭᠴᠢ ᠶᠢᠨ ᠠᠵᠢᠯ ᠤᠨ ᠠᠯᠪᠠᠨ ᠤ ᠳᠠᠷᠤᠭ᠎ᠠ ᠼ ∙ ᠲᠥᠷᠬᠡᠦ 《ᠬᠣᠲᠠ ᠶᠢᠨ ᠭᠤᠳᠤᠮᠵᠢ ᠲᠠᠯᠠᠪᠠᠢ ᠶᠢᠨ ᠴᠡᠪᠡᠷᠯᠡᠭᠡᠨ ᠦ ᠠᠵᠢᠯ ᠳᠤ ᠰᠢᠨ᠎ᠡ ᠲᠧᠭᠨᠢᠭ ᠲᠥᠬᠥᠭᠡᠷᠦᠮᠵᠢ ᠶᠢ ᠨᠡᠪᠲᠡᠷᠡᠭᠦᠯᠬᠦ ᠶᠢᠨ ᠲᠥᠯᠥᠭᠡ ᠪᠢᠳᠡ ᠲᠣᠳᠣᠷᠬᠠᠢ ᠠᠵᠢᠯ ᠢ ᠲᠥᠯᠥᠪᠯᠡᠨ ᠠᠵᠢᠯᠯᠠᠵᠤ ᠪᠠᠶᠢᠨ᠎ᠠ᠃ ᠬᠣᠲᠠ᠂ ᠨᠡᠶᠢᠲᠡ ᠶᠢᠨ ᠠᠵᠤ ᠠᠬᠤᠢ ᠶᠢᠨ ᠰᠠᠯᠪᠤᠷᠢ ᠶᠢᠨ ᠠᠵᠢᠯᠲᠠᠨ ᠠᠯᠪᠠᠨ ᠬᠠᠭᠠᠭᠴᠢᠳ ᠳᠡᠷᠡᠰᠦᠨ ᠱᠦᠭᠦᠷ ᠢᠶᠡᠷ ᠬᠣᠲᠠ ᠪᠠᠨ ᠴᠡᠪᠡᠷᠯᠡᠭᠡᠳ ᠣᠯᠠᠨ ᠵᠢᠯ ᠪᠣᠯᠵᠠᠢ᠃ ᠪᠢᠳᠡ ᠡᠭᠦᠨ ᠢ ᠬᠠᠯᠠᠬᠤ ᠴᠠᠭ ᠪᠣᠯᠤᠭᠰᠠᠨ᠃ ᠲᠡᠭᠡᠪᠡᠯ ᠥᠨᠥᠳᠥᠷ ᠨᠡᠶᠢᠲᠡ ᠶᠢᠨ ᠠᠵᠤ ᠠᠬᠤᠢ ᠶᠢᠨ ᠴᠢᠭᠯᠡᠯ ᠦᠨ ᠪᠠᠶᠢᠭᠤᠯᠤᠯᠭ᠎ᠠ ᠨᠤᠭᠤᠳ ᠲᠤ ᠮᠠᠰᠢᠨ᠂ ᠲᠧᠭᠨᠢᠭ ᠲᠣᠨᠣᠭ ᠲᠥᠬᠦᠭᠡᠷᠦᠮᠵᠢ ᠶᠢ ᠬᠦᠯᠢᠶᠡᠯᠭᠡᠨ ᠥᠭᠴᠦ ᠪᠠᠶᠢᠨ᠎ᠠ᠃ ᠲᠦᠺ ᠤᠯᠤᠰ ᠲᠤ ᠦᠢᠯᠡᠳᠪᠦᠷᠢᠯᠡᠭᠰᠡᠨ ᠨᠡᠶᠢᠲᠡ 53 ᠰᠢᠷᠬᠡᠭ ᠲᠥᠬᠥᠭᠡᠷᠦᠮᠵᠢ ᠶᠢ ᠬᠦᠯᠢᠶᠡᠨ ᠠᠪᠬᠤ ᠠᠴᠠ ᠥᠨᠥᠳᠥᠷ ᠡᠬᠢᠨ ᠦ 20 ᠰᠢᠷᠬᠡᠭ ᠢ ᠬᠣᠯᠪᠣᠭᠳᠠᠬᠤ ᠭᠠᠵᠠᠷ ᠤᠳ ᠲᠤ ᠬᠦᠯᠢᠶᠡᠯᠭᠡᠨ ᠥᠷᠯᠥᠭᠡ᠃