ᠨᠠᠷᠠᠨ ᠤ ᠠᠦ᠋ᠲ᠋ᠣ᠋ ᠵᠠᠮ ᠢ ᠬᠠᠭᠠᠵᠤ ᠬᠡᠰᠡᠭᠴᠢᠯᠡᠨ ᠵᠠᠰᠠᠪᠤᠷᠢᠯᠠᠵᠤ᠂ ᠰᠢᠨᠡᠴᠢᠯᠡᠨ
ᠪᠠᠶᠠᠨᠵᠢᠷᠦᠬᠡ ᠳᠡᠭᠦᠷᠭᠡ ᠶᠢᠨ 25 ᠳ᠋ᠤᠭᠠᠷ ᠬᠣᠷᠢᠶ᠎ᠠ᠂ ᠰᠣᠶᠣᠭᠠᠯᠠᠵᠤ ᠶᠢᠨ ᠨᠦᠬᠡᠨ ᠭᠠᠷᠴᠠ ᠣᠷᠴᠢᠮ ᠠᠴᠠ ᠨᠠᠷᠠᠨᠲᠤᠭᠤᠯ ᠣᠯᠠᠨ ᠤᠯᠤᠰ ᠤᠨ ᠬᠤᠳᠠᠯᠳᠤᠭᠠᠨ ᠤ ᠲᠥᠪ ᠦᠨ ᠠᠭᠤᠯᠵᠠᠪᠤᠷᠢ ᠬᠦᠷᠲᠡᠯᠡᠬᠢ ᠠᠦ᠋ᠲ᠋ᠣ᠋ ᠵᠠᠮ ᠢ ᠲᠠᠪᠤᠳᠤᠭᠠᠷ ᠰᠠᠷ᠎ᠠ ᠶᠢᠨ 06 ᠍ ᠤ ᠡᠳᠦᠷ ᠦᠨ 22᠄00 ᠴᠠᠭ ᠠᠴᠠ ᠲᠠᠪᠤᠳᠤᠭᠠᠷ ᠰᠠᠷ᠎ᠠ ᠶᠢᠨ 09 ᠍ ᠦ ᠡᠳᠦᠷ ᠦᠨ 06᠄00 ᠴᠠᠭ ᠤᠨ ᠬᠣᠭᠣᠷᠣᠨᠳᠣ ᠬᠠᠭᠠᠵᠤ ᠬᠡᠰᠡᠭᠴᠢᠯᠡᠨ ᠵᠠᠰᠠᠪᠤᠷᠢᠯᠠᠵᠤ᠂ ᠰᠢᠨᠡᠴᠢᠯᠡᠨ᠎ᠡ᠃
ᠲᠤᠰ ᠠᠵᠢᠯ ᠤᠨ ᠬᠦᠷᠢᠶᠡᠨ ᠳᠦ ᠲᠡᠭᠰᠢ ᠪᠠᠶᠢᠳᠠᠯ ᠠᠯᠳᠠᠭᠳᠠᠭᠰᠠᠨ᠂ ᠰᠠᠭᠤᠯᠲᠠ ᠡᠭᠦᠰᠦᠭᠰᠡᠨ ᠠᠦ᠋ᠲ᠋ᠣ᠋ ᠵᠠᠮ ᠤᠨ ᠬᠠᠰᠢᠯᠭ᠎ᠠ ᠶᠢ ᠠᠰᠹᠠᠯᠲ ᠪᠧᠲ᠋ᠡᠨ ᠬᠤᠴᠢᠯᠲᠠ ᠶᠢᠨ ᠲᠦᠪᠰᠢᠨ ᠳᠦ ᠲᠠᠭᠠᠷᠠᠭᠤᠯᠤᠨ ᠵᠠᠰᠠᠪᠤᠷᠢᠯᠠᠬᠤ᠂ ᠢᠨᠵᠧᠨᠧᠷ ᠦᠨ ᠱᠤᠭᠤᠮ ᠰᠦᠯᠵᠢᠶᠡᠨ ᠦ ᠬᠤᠳᠳᠤᠭ ᠤᠨ ᠲᠠᠭ ᠢ ᠠᠰᠹᠠᠯᠲ ᠪᠧᠲ᠋ᠡᠨ ᠬᠤᠴᠢᠯᠲᠠ ᠶᠢᠨ ᠲᠦᠪᠰᠢᠨ ᠳᠦ ᠲᠠᠭᠠᠷᠠᠭᠤᠯᠬᠤ᠂ ᠠᠦ᠋ᠲ᠋ᠣ᠋ ᠵᠠᠮ ᠤᠨ ᠵᠣᠷᠴᠢᠬᠤ ᠬᠡᠰᠡᠭ ᠢ ᠬᠦᠴᠦᠳᠭᠡᠬᠦ ᠠᠰᠹᠠᠯᠢᠲ ᠪᠧᠲ᠋ᠡᠨ ᠬᠤᠴᠢᠨ᠎ᠠ᠃ ᠮᠥᠨ ᠬᠡᠪᠲᠡᠭᠡ ᠲᠡᠮᠳᠡᠭ ᠲᠡᠮᠳᠡᠭᠯᠡᠭᠡ ᠪᠣᠯᠤᠨ ᠪᠣᠰᠤᠭ᠎ᠠ ᠲᠡᠮᠳᠡᠭ ᠰᠠᠭᠤᠷᠢᠯᠠᠭᠤᠯᠬᠤ᠂ ᠶᠠᠪᠠᠭᠠᠨ ᠬᠦᠮᠦᠨ ᠦ ᠵᠠᠮ ᠤᠨ ᠭᠠᠷᠴᠠ ᠬᠢᠨ᠎ᠡ᠃ ᠡᠶᠢᠮᠦ ᠳᠦ ᠢᠷᠭᠡᠳ᠂ ᠵᠢᠯᠣᠭᠣᠴᠢ ᠲᠠ ᠪᠦᠬᠦᠨ ᠪᠤᠰᠤᠳ ᠵᠠᠮ ᠢ ᠰᠣᠩᠭᠣᠨ ᠬᠥᠳᠡᠯᠭᠡᠭᠡᠨ ᠳᠦ ᠣᠷᠣᠯᠴᠠᠨ᠎ᠠ ᠤᠤ᠃