ᠣ᠊ ∙ ᠨᠣᠮᠢᠨᠴᠢᠮᠡᠭ᠄ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠭᠠᠵᠠᠷ ᠡᠵᠡᠮᠰᠢᠭᠴᠢᠳ ᠲᠦ ᠱᠠᠭᠠᠷᠳᠠᠯᠭ᠎ᠠ ᠬᠦᠷᠭᠡᠭᠦᠯᠦᠨ᠎ᠡ

 ᠣ᠊ ∙ ᠨᠣᠮᠢᠨᠴᠢᠮᠡᠭ᠄ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠭᠠᠵᠠᠷ ᠡᠵᠡᠮᠰᠢᠭᠴᠢᠳ ᠲᠦ ᠱᠠᠭᠠᠷᠳᠠᠯᠭ᠎ᠠ ᠬᠦᠷᠭᠡᠭᠦᠯᠦᠨ᠎ᠡ

ᠨᠡᠶᠢᠰᠯᠡᠯ ᠦᠨ ᠵᠠᠰᠠᠭ ᠳᠠᠷᠤᠭ᠎ᠠ ᠶᠢᠨ ᠨᠡᠶᠢᠭᠡᠮ ᠤᠨ ᠰᠠᠯᠪᠤᠷᠢ᠂ ᠨᠣᠭᠣᠭᠠᠨ ᠬᠥᠭᠵᠢᠯ ᠪᠣᠯᠤᠨ ᠠᠭᠠᠷ᠂ ᠣᠷᠴᠢᠨ ᠤ ᠪᠣᠬᠢᠷᠳᠠᠯ ᠤᠨ ᠠᠰᠠᠭᠤᠳᠠᠯ ᠬᠠᠷᠢᠭᠤᠴᠠᠭᠰᠠᠨ ᠣᠷᠣᠯᠠᠭᠴᠢ ᠣ᠊ ∙ ᠨᠣᠮᠢᠨᠴᠢᠮᠡᠭ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠨᠥᠬᠥᠴᠡᠯ ᠪᠠᠶᠢᠳᠠᠯ᠂ ᠰᠲ᠋ᠠᠨᠳᠠᠷᠲ ᠤᠨ ᠲᠠᠯ᠎ᠠ ᠪᠠᠷ ᠮᠡᠳᠡᠭᠡᠯᠡᠯ ᠥᠭᠭᠦᠯ᠎ᠡ᠃

ᠨᠡᠶᠢᠰᠯᠡᠯ ᠦᠨ ᠬᠡᠮᠵᠢᠶᠡᠨ ᠳᠦ 1553 ᠬᠡᠦᠬᠡᠳ ᠦᠨ ᠲᠣᠭᠯᠠᠭᠠᠮ ᠤᠨ ᠲᠠᠯᠠᠪᠠᠢ ᠪᠠᠶᠢᠳᠠᠭ ᠠᠴᠠ 840 ᠲᠣᠭᠯᠠᠭᠠᠮ ᠤᠨ ᠲᠠᠯᠠᠪᠠᠢ ᠶᠢ ᠰᠠᠭᠤᠴᠠ ᠥᠮᠴᠢᠯᠡᠭᠴᠢᠳ ᠦᠨ ᠬᠣᠯᠪᠣᠭ᠎ᠠ ᠬᠠᠷᠢᠭᠤᠴᠠᠳᠠᠭ᠃ ᠮᠣᠩᠭᠣᠯ ᠤᠯᠤᠰ ᠤᠨ ᠰᠲ᠋ᠠᠨᠳᠠᠷᠲ ᠤᠨ ᠶᠡᠷᠦᠩᠬᠡᠢ ᠱᠠᠭᠠᠷᠳᠠᠯᠭ᠎ᠠ ᠳᠤ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠠᠶᠤᠯ ᠦᠭᠡᠢ ᠪᠠᠶᠢᠳᠠᠯ᠂ ᠠᠷᠠᠴᠢᠯᠠᠯ ᠳᠤ ᠬᠠᠮᠠᠭᠠᠯᠠᠯᠲᠠ ᠶᠢ ᠲᠤᠬᠠᠢ ᠶᠢᠨ ᠭᠠᠵᠠᠷ ᠢ ᠡᠵᠡᠮᠰᠢᠭᠴᠢ ᠬᠠᠷᠢᠭᠤᠴᠠᠨ᠎ᠠ ᠭᠡᠵᠦ ᠵᠢᠭᠠᠭᠰᠠᠨ᠃ ᠭᠡᠪᠡᠴᠦ ᠡᠳᠡᠭᠡᠷ ᠲᠣᠭᠯᠠᠭᠠᠮ ᠤᠨ ᠲᠠᠯᠠᠪᠠᠢ ᠠᠴᠠ 465 ᠨᠢ ᠰᠲ᠋ᠠᠨᠳᠠᠷᠲ ᠤᠨ ᠱᠠᠭᠠᠷᠳᠠᠯᠭ᠎ᠠ ᠬᠠᠩᠭᠠᠬᠤ ᠦᠭᠡᠢ᠂ ᠵᠠᠰᠠᠪᠤᠷᠢ ᠬᠢᠬᠦ ᠱᠠᠭᠠᠷᠳᠠᠯᠭ᠎ᠠ ᠲᠠᠢ ᠪᠠᠶᠢᠨ᠎ᠠ᠃

ᠲᠡᠷᠡᠪᠡᠷ ᠬᠡᠦᠬᠡᠳ ᠦᠨ ᠲᠣᠭᠯᠠᠭᠠᠮ ᠤᠨ ᠲᠠᠯᠠᠪᠠᠢ ᠬᠡᠦᠬᠡᠳ ᠦᠳ ᠲᠦ ᠬᠠᠮᠤᠭ ᠤᠨ ᠣᠶᠢᠷ᠎ᠠ ᠬᠥᠭᠵᠢᠵᠦ ᠲᠣᠭᠯᠠᠬᠤ ᠭᠠᠵᠠᠷ ᠪᠠᠶᠢᠳᠠᠭ᠃ ᠭᠡᠲᠡᠯ᠎ᠡ ᠬᠡᠦᠬᠡᠳ ᠦᠨ ᠲᠣᠭᠯᠠᠭᠠᠮ ᠤᠨ ᠲᠠᠯᠠᠪᠠᠢ ᠤᠯᠠᠭᠠᠨᠪᠠᠭᠠᠲᠤᠷ ᠬᠣᠲᠠ ᠶᠢᠨ ᠬᠡᠮᠵᠢᠶᠡᠨ ᠳᠦ ᠡᠵᠡᠨᠭᠦᠶᠢᠳᠡᠭᠰᠡᠨ ᠪᠠᠶᠢᠨ᠎ᠠ᠃ ᠡᠶᠢᠮᠦ ᠡᠴᠡ ᠪᠢᠳᠡ ᠬᠣᠲᠠ ᠪᠠᠨ ᠡᠵᠡᠨ ᠲᠡᠢ᠂ ᠬᠠᠷᠢᠭᠤᠴᠠᠬᠤ ᠬᠦᠮᠦᠨ ᠲᠡᠢ ᠪᠣᠯᠭᠠᠭᠰᠠᠨ ᠴᠠᠭ ᠲᠤ ᠦᠷ᠎ᠡ ᠬᠡᠦᠬᠡᠳ ᠦᠳ ᠦᠨ ᠢᠶᠡᠨ ᠠᠶᠤᠯ ᠦᠭᠡᠢ ᠪᠠᠶᠢᠳᠠᠯ ᠢ ᠬᠠᠩᠭᠠᠵᠤ ᠴᠢᠳᠠᠨ᠎ᠠ᠃ ᠮᠣᠩᠭᠣᠯ ᠤᠯᠤᠰ ᠤᠨ ᠰᠲ᠋ᠠᠨᠳᠠᠷᠲ ᠤᠨ ᠶᠡᠷᠦᠩᠬᠡᠢ ᠱᠠᠭᠠᠷᠳᠠᠯᠭ᠎ᠠ ᠳᠤ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠠᠶᠤᠯ ᠦᠭᠡᠢ ᠪᠠᠶᠢᠳᠠᠯ᠂ ᠠᠷᠠᠴᠢᠯᠠᠯ ᠳᠤ ᠬᠠᠮᠠᠭᠠᠯᠠᠯᠲᠠ ᠶᠢ ᠲᠤᠬᠠᠢ ᠶᠢᠨ ᠭᠠᠵᠠᠷ ᠢ ᠡᠵᠡᠮᠰᠢᠭᠴᠢ ᠬᠠᠷᠢᠭᠤᠴᠠᠨ᠎ᠠ ᠭᠡᠵᠦ ᠵᠢᠭᠠᠭᠰᠠᠨ ᠪᠠᠶᠢᠳᠠᠭ᠃ ᠭᠡᠪᠡᠴᠦ ᠤᠭ ᠰᠲ᠋ᠠᠨᠳᠠᠷᠲ ᠤᠨ ᠱᠠᠭᠠᠷᠳᠠᠯᠭ᠎ᠠ ᠬᠡᠷᠡᠭᠵᠢᠬᠦ ᠦᠭᠡᠢ ᠪᠠᠶᠢᠨ᠎ᠠ᠃ ᠲᠥᠪ ᠦᠨ 6 ᠳᠡᠭᠦᠷᠭᠡ ᠳᠦ ᠬᠢᠨᠠᠯᠲᠠ᠂ ᠰᠢᠯᠭᠠᠯᠲᠠ ᠬᠢᠬᠦ ᠳᠦ ᠨᠠᠰᠤᠨ ᠤ ᠠᠩᠭᠢᠯᠠᠯ ᠢᠶᠠᠷ ᠲᠥᠷᠦᠯᠵᠢᠭᠦᠯᠦᠭᠡ ᠦᠭᠡᠢ᠂ ᠬᠤᠷᠳᠤ ᠰᠠᠭᠠᠷᠠᠭᠤᠯᠤᠭᠴᠢ ᠭᠦᠢ᠂ ᠠᠶᠤᠯ ᠤᠴᠠᠷᠠᠭᠤᠯᠬᠤᠶᠢᠴᠠ ᠢᠷᠮᠡᠭ ᠲᠡᠢ᠂ ᠡᠪᠳᠡᠷᠡᠭᠰᠡᠨ ᠲᠣᠭᠯᠠᠭᠠᠮ ᠳᠤ ᠠᠩᠬᠠᠷᠤᠭᠤᠯᠬᠤ ᠰᠠᠨᠠᠮᠵᠢ ᠲᠡᠮᠳᠡᠭ ᠪᠠᠶᠢᠷᠢᠯᠠᠭᠤᠯᠤᠭ᠎ᠠ ᠦᠭᠡᠢ᠂ ᠵᠠᠰᠠᠪᠤᠷᠢ ᠠᠷᠠᠴᠢᠯᠠᠯᠲᠠ ᠶᠢ ᠲᠣᠭᠲᠠᠮᠠᠯ ᠬᠢᠳᠡᠭ ᠦᠭᠡᠢ ᠵᠡᠷᠭᠡ ᠵᠥᠷᠢᠴᠡᠯ ᠢᠯᠡᠷᠡᠭᠰᠡᠨ᠃ ᠬᠠᠨ-ᠠᠭᠤᠯᠠ᠂ ᠪᠠᠶᠠᠩ ᠢᠶᠠᠯ᠂ ᠴᠢᠩᠭᠢᠯᠲᠡᠢ᠂ ᠰᠣᠩᠭᠢᠨ᠎ᠠ ᠪᠠᠬᠠᠶᠢᠷᠬᠠᠨ᠂ ᠰᠦᠬᠡᠪᠠᠭᠠᠲᠤᠷ ᠲᠤ ᠪᠦᠷᠢᠳᠬᠡᠯ ᠲᠡᠢ ᠲᠣᠭᠯᠠᠭᠠᠮ ᠤᠨ ᠲᠠᠯᠠᠪᠠᠢ ᠨᠤᠭᠤᠳ ᠤᠨ ᠳᠡᠶᠢᠯᠦᠩᠬᠢ ᠨᠢ ᠵᠠᠰᠠᠪᠤᠷᠢ ᠬᠢᠬᠦ ᠱᠠᠭᠠᠷᠳᠠᠯᠭ᠎ᠠ ᠲᠠᠢ ᠪᠠᠶᠢᠨ᠎ᠠ᠃ ᠲᠤᠬᠠᠶᠢᠯᠠᠪᠠᠯ᠂ ᠰᠦᠬᠡᠪᠠᠭᠠᠲᠤᠷ ᠳᠡᠭᠦᠷᠭᠡ ᠳᠦ 183 ᠲᠣᠭᠯᠠᠭᠠᠮ ᠤᠨ ᠲᠠᠯᠠᠪᠠᠢ ᠪᠦᠷᠢᠳᠬᠡᠯ ᠲᠡᠢ ᠪᠠᠶᠢᠭ᠎ᠠ ᠠᠴᠠ 49 ᠨᠢ ᠯᠠ ᠱᠠᠭᠠᠷᠳᠠᠯᠭ᠎ᠠ ᠬᠠᠩᠭᠠᠵᠤ ᠪᠠᠶᠢᠨ᠎ᠠ᠃ ᠲᠡᠶᠢᠮᠦ ᠡᠴᠡ ᠰᠲ᠋ᠠᠨᠳᠠᠷᠲ ᠲᠤ ᠵᠢᠭᠠᠭᠰᠠᠨ ᠤ ᠳᠠᠭᠠᠤ ᠬᠡᠦᠬᠡᠳ ᠦᠨ ᠲᠣᠭᠯᠠᠭᠠᠮ ᠤᠨ ᠲᠠᠯᠠᠪᠠᠢ ᠶᠢᠨ ᠭᠠᠵᠠᠷ ᠡᠵᠡᠮᠰᠢᠭᠴᠢᠳ ᠲᠦ ᠱᠠᠭᠠᠷᠳᠠᠯᠭ᠎ᠠ ᠬᠦᠷᠭᠡᠭᠦᠯᠦᠨ᠎ᠡ᠃ ᠤᠭ ᠠᠵᠢᠯ ᠳᠤ ᠢᠷᠭᠡᠳ᠂ ААН᠂ ᠳᠦᠭᠦᠷᠭᠡ ᠨᠦᠭᠦᠳ ᠢ ᠬᠠᠮᠲᠤᠷᠠᠨ ᠠᠵᠢᠯᠯᠠᠬᠤ ᠶᠢ ᠤᠷᠢᠶᠠᠯᠠᠵᠤ ᠪᠠᠶᠢᠨ᠎ᠠ ᠭᠡᠪᠡ᠃

Leave a Reply

Your email address will not be published. Required fields are marked *